Buynt Hoyr Mini Nar Ymsan

Buynt Hoyr Mini Nar Ymsan

Sahia

作词 : Tsaganlantu

作曲 : Burenbayar

ᠪᠤᠶᠠᠨᠲᠤ ᠬᠤᠶᠠᠷ ᠮᠢᠨᠢ ᠨᠠᠷᠠ ᠶᠤᠮᠰᠠᠨ

ᠰᠢᠯᠦᠭ᠄ ᠴᠠᠭᠠᠨᠯᠠᠩᠲᠤ

ᠠᠶᠠᠯᠭᠤ᠄ ᠪᠦᠷᠡᠨᠪᠠᠶᠠᠷ

ᠳᠠᠭᠤᠴᠢᠨ᠄ ᠨᠠᠷᠠᠨᠮᠠᠨᠳᠤᠬᠤ ᠵᠢᠨ ᠰᠠᠬᠢᠶ᠎ᠠ

ᠠᠵᠠ ᠵᠢᠨ ᠬᠤᠷᠤ᠎ᠠ ᠳ᠋ᠤ ᠵᠠᠶᠠᠭ᠎ᠠ ᠲᠦᠰᠢᠭᠰᠡᠨ

ᠠᠪᠤ ᠮᠢᠨᠢ ᠬᠥᠭᠡᠷᠦᠬᠦᠢ ᠨᠠᠷᠠ ᠶᠤᠮᠰᠠᠨ ᠨᠠᠷᠠ ᠶᠤᠮᠰᠠᠨ

ᠨᠠᠯᠠᠭᠠᠷ ᠪᠡᠶ᠎ᠡ ᠶ᠋ᠢ ᠮᠢᠨᠢ ᠵᠢᠷᠭᠠᠯ ᠳ᠋ᠤ ᠬᠦᠲᠦᠯᠦᠭᠰᠡᠨ

ᠠᠴᠢᠯᠠᠯ ᠬᠠᠶ᠋ᠢᠷ᠎ᠠ ᠵᠢᠨ ᠲᠡᠭᠷᠢ ᠶᠤᠮᠰᠠᠨ

ᠠᠢ ᠁ ᠳ᠋ᠠ ᠁ ᠬᠦ᠋

ᠠᠴᠢᠯᠠᠯ ᠬᠠᠶ᠋ᠢᠷ᠎ᠠ ᠵᠢᠨ ᠲᠡᠭᠷᠢ ᠶᠤᠮᠰᠠᠨ

•

ᠡᠩᠬᠡ ᠵᠢᠨ ᠬᠤᠷᠤ᠎ᠠ ᠳ᠋ᠤ ᠬᠠᠶ᠋ᠢᠷ᠎ᠠ ᠲᠡᠯᠡᠭᠰᠡᠨ

ᠡᠵᠢ ᠮᠢᠨᠢ ᠬᠥᠭᠡᠷᠦᠬᠦᠢ ᠨᠠᠷᠠ ᠶᠤᠮᠰᠠᠨ ᠨᠠᠷᠠ ᠶᠤᠮᠰᠠᠨ

ᠡᠨᠡᠬᠡᠨ ᠪᠡᠶ᠎ᠡ ᠶ᠋ᠢ ᠮᠢᠨᠢ ᠦᠰᠭᠡᠵᠤ ᠲᠤᠷᠨᠢᠭᠤᠯᠤᠭᠰᠠᠨ

ᠡᠩ ᠦᠭᠡᠢ ᠬᠠᠶ᠋ᠢᠷ᠎ᠠ ᠵᠢᠨ ᠪᠦᠪᠡᠢ ᠶᠤᠮᠰᠠᠨ

ᠠᠢ ᠁ ᠳ᠋ᠠ ᠁ ᠬᠦ᠋

ᠡᠩ ᠦᠭᠡᠢ ᠬᠠᠶ᠋ᠢᠷ᠎ᠠ ᠵᠢᠨ ᠪᠦᠪᠡᠢ ᠶᠤᠮᠰᠠᠨ

•

ᠪᠤᠶᠠᠨᠲᠤ ᠬᠤᠷᠤ᠎ᠠ ᠳ᠋ᠤ ᠬᠡᠶ᠋ᠢᠮᠣᠷᠢ ᠲᠡᠳᠬᠦᠭᠰᠡᠨ

ᠪᠤᠭᠤᠷᠤᠯ ᠬᠤᠶᠠᠷ ᠮᠢᠨᠢ ᠨᠠᠷᠠ ᠶᠤᠮᠰᠠᠨ ᠨᠠᠷᠠ ᠶᠤᠮᠰᠠᠨ

ᠪᠤᠳᠠᠯᠠᠩ ᠳᠡᠯᠡᠬᠡᠢ ᠳ᠋ᠤ ᠭᠠᠭᠴᠠᠬᠠᠨ ᠲᠤᠬᠢᠶᠠᠬᠤ

ᠪᠤᠴᠠᠭᠠᠳ ᠢᠷᠡᠬᠦ ᠦᠭᠡᠢ ᠵᠢᠷᠭᠠᠯ ᠶᠤᠮᠰᠠᠨ

ᠠᠢ ᠁ ᠳ᠋ᠠ ᠁ ᠬᠦ᠋

ᠪᠤᠴᠠᠭᠠᠳ ᠢᠷᠡᠬᠦ ᠦᠭᠡᠢ ᠵᠢᠷᠭᠠᠯ ᠶᠤᠮᠰᠠᠨ

ᠠᠢ ᠁ ᠳ᠋ᠠ ᠁ ᠬᠦ᠋

ᠪᠤᠴᠠᠭᠠᠳ ᠢᠷᠡᠬᠦ ᠦᠭᠡᠢ ᠵᠢᠷᠭᠠᠯ ᠶᠤᠮᠰᠠᠨ

Buynt Hoyr Mini Nar Ymsan

Buynt Hoyr Mini Nar Ymsan

Sahia

00:00 / 00:00