Mo.
作词 : Mo.
作曲 : Mo.
编曲 : Mo.
ᠡᠨᠡ ᠮᠦᠴᠡ ᠶᠢ ᠬᠦᠯᠢᠶᠡᠵᠦ ᠪᠠᠢᠭᠰᠠᠨ ᠪᠢᠰᠢ ᠦᠦ ᠡᠨᠡᠬᠡᠨ ᠬᠠᠢᠷᠠ ᠶᠢ
ᠮᠦᠩᠭᠡᠨ ᠰᠠᠷᠠᠨ ᠤ ᠳᠣᠣᠷᠠ ᠠᠴᠠ ᠳᠣᠭᠳᠣᠯᠠᠬᠣ ᠪᠢᠰᠢ ᠦᠦ
ᠬᠡᠨ ᠴᠤ ᠬᠡᠰᠡᠨ ᠡᠢᠮᠦ ᠯᠠ ᠪᠠᠢᠭᠰᠠᠨ ᠪᠢᠰᠢ ᠦᠦ ᠬᠦᠰᠡᠨᠵᠤ ᠪᠠᠢᠨᠠ ᠲᠡᠳᠡ
ᠲᠡᠢᠮᠦ ᠪᠣᠯ ᠬᠠᠢᠷᠠ ᠶᠢᠨ ᠱᠢᠳᠢ ᠳᠦ ᠤᠶᠠᠷᠠᠵᠤ ᠪᠠᠢᠭᠠᠳ ᠲᠠᠭᠣᠯᠠᠶᠠ
ᠬᠠᠢᠷᠠ᠂ ᠪᠢᠳᠡ ᠬᠣᠶᠠᠷ ᠤᠨ ᠬᠠᠴᠠᠷ ᠳᠡᠭᠡᠷᠡ
ᠢᠯᠪᠢᠵᠤ ᠢᠷᠡᠭᠰᠡᠨ ᠳ᠋ᠡ᠂ ᠤᠷᠢᠬᠠᠨ ᠬᠠᠪᠤᠷ ᠤᠨ ᠰᠠᠯᠬᠢᠨ ᠰᠢᠭ ᠢᠶᠠᠷ
ᠬᠠᠢᠷᠠ᠂ ᠪᠢᠳᠡ ᠬᠣᠶᠠᠷ ᠤᠨ ᠬᠡᠯᠡᠨ ᠳᠡᠭᠡᠷᠡ
ᠠᠮᠲᠠᠭᠳᠡᠵᠤ ᠢᠷᠡᠭᠰᠡᠨ ᠳ᠋ᠡ᠂ ᠤᠨᠠᠭᠠᠨ ᠪᠠᠭᠠ ᠶᠢᠨ ᠰᠢᠬᠢᠷ ᠰᠢᠭ ᠢᠶᠡᠷ
ᠬᠠᠨᠢᠯᠠᠵᠤ ᠢᠷᠡᠭᠰᠡᠨ ᠴᠠᠭ ᠢᠶᠠᠨ ᠡᠬᠢᠯᠡᠵᠤ ᠬᠠᠨᠠᠯᠵᠠᠵᠣ ᠲᠠᠭᠣᠯᠠᠶᠠ
ᠬᠠᠯᠠ ᠪᠠᠢᠭᠰᠠᠨ ᠭᠤᠨᠢᠭ ᠪᠦᠬᠦᠨ ᠢᠶᠡᠨ ᠲᠠᠪᠠᠵᠤ ᠲᠠᠭᠣᠯᠠᠶᠠ
ᠠᠮᠠᠯᠠᠵᠣ ᠢᠷᠡᠭᠰᠡᠨ ᠲᠠᠩᠭᠠᠷᠢᠭ ᠦᠭᠡ ᠪᠡᠨ ᠠᠮᠢᠯᠠᠭᠤᠯᠵᠤ ᠲᠠᠭᠣᠯᠠᠶᠠ
ᠠᠯᠣᠰ ᠪᠠᠢᠭᠰᠠᠨ ᠠᠯᠳᠠᠢ ᠠᠭᠣᠯᠠ ᠶᠢ ᠢᠲᠡᠬᠡᠭᠦᠯᠵᠤ ᠲᠠᠭᠣᠯᠠᠶᠠ
ᠮᠦᠩᠭᠡ ᠲᠡᠩᠷᠢ ᠶᠢᠨ ᠦᠭᠬᠦᠭᠰᠡᠨ ᠦᠷᠦᠰᠢᠶᠡᠯ ᠳᠦ
ᠭᠠᠵᠠᠷ ᠡᠬᠡ ᠡᠴᠡ ᠢᠷᠡᠭᠰᠡᠨ ᠢᠪᠡᠭᠡᠯ ᠳᠦ
ᠪᠢ ᠭᠡᠷᠡᠴᠢᠯᠠᠨᠡ ᠡᠨᠡ ᠬᠣᠶᠠᠷ ᠤᠨ ᠬᠠᠢᠷᠠ ᠴᠢᠨᠢ
ᠡᠷᠬᠢᠮ ᠪᠣᠳᠣᠲᠠᠢ ᠲᠡᠢᠮᠦ ᠡ
ᠡᠨᠡ ᠮᠦᠴᠡ ᠶᠢ ᠬᠦᠯᠢᠶᠡᠵᠦ ᠪᠠᠢᠭᠰᠠᠨ ᠪᠢᠰᠢ ᠦᠦ ᠡᠨᠡᠬᠡᠨ ᠬᠠᠢᠷᠠ ᠶᠢ
ᠮᠦᠩᠭᠡᠨ ᠰᠠᠷᠠᠨ ᠤ ᠳᠣᠣᠷᠠ ᠠᠴᠠ ᠳᠣᠭᠳᠣᠯᠠᠬᠣ ᠪᠢᠰᠢ ᠦᠦ
ᠬᠡᠨ ᠴᠤ ᠬᠡᠰᠡᠨ ᠡᠢᠮᠦ ᠯᠠ ᠪᠠᠢᠭᠰᠠᠨ ᠪᠢᠰᠢ ᠦᠦ ᠬᠦᠰᠡᠨᠵᠤ ᠪᠠᠢᠨᠠ ᠲᠡᠳᠡ
ᠲᠡᠢᠮᠦ ᠪᠣᠯ ᠬᠠᠢᠷᠠ ᠶᠢᠨ ᠱᠢᠳᠢ ᠳᠦ ᠤᠶᠠᠷᠠᠵᠤ ᠪᠠᠢᠭᠠᠳ ᠲᠠᠭᠣᠯᠠᠶᠠ
ᠬᠠᠢᠷᠠ ᠪᠢᠳᠡ ᠬᠣᠶᠠᠷ ᠤᠨ ᠰᠠᠨᠠᠭᠠᠨ ᠳᠡᠭᠡᠷᠡ
ᠣᠶᠠᠷᠠᠵᠣ ᠢᠷᠡᠭᠰᠡᠨ ᠳ᠋ᠡ᠂ ᠬᠤᠩᠬᠤᠨ ᠴᠡᠴᠡᠭ ᠦᠨ ᠤᠶᠠᠩᠭᠠ ᠰᠢᠭ ᠢᠶᠡᠷ
ᠬᠠᠢᠷᠠ᠂ ᠪᠢᠳᠡ ᠬᠣᠶᠠᠷ ᠤᠨ ᠵᠠᠶᠠᠭᠠᠨ ᠳᠡᠭᠡᠷᠡ
ᠲᠤᠮᠢᠯᠠᠭᠳᠠᠵᠣ ᠢᠷᠡᠭᠰᠡᠨ ᠳ᠋ᠡ᠂ ᠡᠨᠡᠬᠡᠨ ᠬᠤᠪᠢᠨ ᠳᠤ ᠳᠣᠭᠲᠠᠣᠰᠠᠨ ᠰᠢᠭ ᠢᠶᠡᠷ
ᠬᠣᠶᠠᠷ ᠵᠢᠷᠦᠬᠡ ᠪᠡᠨ ᠬᠤᠯᠪᠤᠵᠤ ᠪᠠᠢᠭᠠᠳ ᠬᠣᠩᠬᠤᠷᠯᠠᠣ ᠲᠠᠭᠣᠠᠯᠠᠶᠠ
ᠬᠣᠣᠰ ᠪᠠᠢᠭᠰᠠᠨ ᠬᠣᠯᠠ ᠶᠢᠨ ᠬᠣᠨ ᠢ ᠠᠲᠠᠭᠠᠷᠠᠭᠣᠯᠵᠤ ᠲᠠᠭᠣᠠᠯᠠᠶᠠ
ᠬᠦᠷᠴᠤ ᠢᠷᠡᠭᠰᠡᠨ ᠡᠨᠡᠬᠡᠨ ᠬᠠᠢᠷᠠ ᠪᠠᠨ ᠤᠮᠤᠭᠯᠠᠵᠤ ᠲᠠᠭᠣᠠᠯᠠᠶᠠ
ᠬᠦᠰᠡᠵᠣ ᠢᠷᠡᠭᠰᠡᠨ ᠠᠮᠢᠳᠤᠷᠠᠯ ᠢᠶᠠᠨ ᠪᠢᠳᠡ ᠢᠷᠦᠭᠡᠨᠵᠤ ᠲᠠᠭᠣᠯᠠᠶᠠ